ХУГАЦААТ ЦЭРГИЙН АЛБА ХААГЧДЫГ БЭЛТГЭЛЭЭР ХАЛЛАА
Зэвсэгт хүчний Жанжин штабын даргын 2023 оны “Цэрэг халах, татах ажлыг зохион байгуулах тухай”, Дотоодын цэргийн командлагчийн 2023 оны “Хугацаат цэргийн алба хаагчдыг бэлтгэлээр халах тухай” тушаалын хэрэгжилтийг хангах зорилгоор Дотоодын цэрэгт 2022 оны нэгдүгээр ээлжийн цэрэг татлагаар татагдан ирж, хугацаат цэргийн алба хаах хугацаа дуссан түрүүч, байлдагч нарыг хугацаат цэргийн албанаас бэлтгэлээр халлаа.
Хугацаат цэргийн алба хаагчдыг бэлтгэлээр халах арга хэмжээ өнөөдөр /2023.05.01/ Дотоодын цэргийн 05 дугаар ангийн байрлалд ёслол төгөлдөр болов.
Арга хэмжээнд Дотоодын цэргийн штабын даргын зөвлөлийн гишүүд, Цагдаа, дотоодын цэргийн Сургалтын нэгдсэн төв, Нийслэл, дүүргийн цэргийн штабын төлөөлөл болон 05, 805 дугаар ангийн бие бүрэлдэхүүн оролцсон юм.
Дотоодын цэргийн штабын дарга, бригадын генерал Р.Чингис хэлсэн үгэндээ: “Эзэн богд Чингис хааны хишигтэн, хэвтүүл цэргээс улбаатай 101 жилийн дайчин замнал түүхтэй, Монгол төрийн “Голомтын цэрэг” болсон Дотоодын цэргийн байгууллагад алба хаах чин хүсэл эрмэлзэлдээ хөтлөгдөн ирсэн цаг хугацаа саяхан мэт санагдаж байна.
Саяхан л Та бүхэн аав, ээжийн эрх танхил хүү байсан бол өнөөдөр бие бялдар, сэтгэл зүйн хат суусан, нүдэнд нь оч гялалзаж, нүүрэнд нь цог золбоо гэрэлтэн жавхаажиж, эх орноо улам ихээр хайрлах сэтгэл тээж зогсоо эрэлхэг дайчид болсныг харахад таатай байна.
“Байлдагчийн халаасанд генералын мөрдөс бий” гэж үг байдаг. Цагдаа, дотоодын цэргийн байгууллагад хүндтэй бөгөөд хариуцлагатай албанд шинээр томилогдож байгаа алба хаагч Та бүхэндээ баяр хүргэж, ажлын өндөр амжилт хүсье.
Эх орон гэх ганцхан тангарагтай эр цэргийн албанд шамдан боловсорч, Монгол Улсынхаа Үндэсний аюулгүй байдлыг хангах, эх орноо батлан хамгаалах болон улсын онц чухал объектыг хамгаалах хүндтэй бөгөөд амаргүй үүргийг нэр төртэй гүйцэтгэсэн эрхэм дайчид Та бүхнээр нутаг ус, аав, ээж, ахан дүүс тань бахархаж, хүндэтгэлтэйгээр угтан авна гэдэгт эргэлзэхгүй байна.” гэдгийг онцоллоо.
Мөн энэ үеэр “Сүлд” чуулгын уран бүтээлчид урлагийн хэсэгчилсэн тоглолт үзүүлж, сонирхуулав.
Эрхэм дайчид та бүгдийн эрэлхэг зориг, цог хийморь, үйлс бүхэн нь үргэлж дэлгэрч явах болтугай!
ᠬᠤᠭᠤᠴᠠᠭᠠᠲᠤ ᠴᠡᠷᠢᢉ ᠦᠨ ᠠᠯᠪᠠ ᠬᠠᠭᠠᠭᠴᠢᠳ ᠢ᠋ ᠪᠡᠯᠡᠳᢈᠡᠯ ᠢ᠋ᠶᠡᠷ ᠬᠠᠯᠠᠯᠤᠭᠠ
ᠮᠣᠩᠭᠤᠯ ᠤᠯᠤᠰ ᠤ᠋ᠨ ᠶᠡᠷᠦᠩᢈᠡᠶᠢᠯᠡᢉᠴᠢ ᠶ᠋ᠢᠨ ᠒᠐᠒᠒ ᠣᠨ ᠤ᠋ ᠑᠘᠐ ᠳ᠋ᠤᠭᠠᠷ ᠵᠠᠷᠯᠢᠭ᠂ ᠵᠡᠪᠰᠡᢉᠲᠦ ᢈᠦᠴᠦᠨ ᠦ᠋ ᠵᠠᠩᠵᠤᠨ ᠱᠲ᠋ᠠᠪ ᠤ᠋ᠨ ᠳᠠᠷᠤᠭᠠ ᠶ᠋ᠢᠨ ᠒᠐᠒᠓ ᠣᠨ ᠤ᠋ “ᠴᠡᠷᠢᢉ ᠬᠠᠯᠠᠬᠤ᠂ ᠲᠠᠲᠠᠬᠤ ᠠᠵᠢᠯ ᠢ᠋ ᠵᠣᢈᠢᠶᠠᠨ ᠪᠠᠶᠢᠭᠤᠯᠬᠤ ᠲᠤᠬᠠᠢ”᠂ ᠳᠣᠲᠤᠭᠠᠳᠤ ᠶ᠋ᠢᠨ ᠴᠡᠷᠢᢉ ᠦᠨ ᠻᠣᠮᠠᠨᠳ᠋ᠯᠠᠭᠴᠢ ᠶ᠋ᠢᠨ ᠒᠐᠒᠓ ᠣᠨ ᠤ᠋ “ᠬᠤᠭᠤᠴᠠᠭᠠᠲᠤ ᠴᠡᠷᠢᢉ ᠦᠨ ᠠᠯᠪᠠ ᠬᠠᠭᠠᠭᠴᠢᠳ ᠢ᠋ ᠪᠡᠯᠡᠳᢈᠡᠯ ᠢ᠋ᠶᠡᠷ ᠬᠠᠯᠠᠬᠤ ᠲᠤᠬᠠᠢ” ᠲᠤᠰᠢᠶᠠᠯ ᠤ᠋ᠨ ᢈᠡᠷᠡᢉᠵᠢᠯᠲᠡ ᠶ᠋ᠢ ᠬᠠᠩᠭᠠᠬᠤ ᠵᠣᠷᠢᠯᠭᠠ ᠪᠠᠷ ᠳᠣᠲᠤᠭᠠᠳᠤ ᠶ᠋ᠢᠨ ᠴᠡᠷᠢᢉ ᠲᠦ ᠒᠐᠒᠒ ᠣᠨ ᠤ᠋ ᠨᠢᢉᠡᠳᠦᢉᠡᠷ ᠡᢉᠡᠯᠵᠢ ᠶ᠋ᠢᠨ ᠴᠡᠷᠢᢉ ᠲᠠᠲᠠᠯᠭᠠ ᠪᠠᠷ ᠲᠠᠲᠠᠭᠳᠠᠨ ᠢᠷᠡᠵᠦ᠂ ᠬᠤᠭᠤᠴᠠᠭᠠᠲᠤ ᠴᠡᠷᠢᢉ ᠦᠨ ᠠᠯᠪᠠ ᠬᠠᠭᠠᠬᠤ ᠬᠤᠭᠤᠴᠠᠭᠠ ᠳᠤᠰᠤᠭᠰᠠᠨ ᠲᠦᠷᠦᢉᠦᠴᠢ᠂ ᠪᠠᠶᠢᠯᠳᠤᠭᠴᠢ ᠨᠠᠷᠠ ᠶ᠋ᠢ ᠬᠤᠭᠤᠴᠠᠭᠠᠲᠤ ᠴᠡᠷᠢᢉ ᠦᠨ ᠠᠯᠪᠠᠨ ᠠ᠋ᠴᠠ ᠪᠡᠯᠡᠳᢈᠡᠯ ᠢ᠋ᠶᠡᠷ ᠬᠠᠯᠠᠯᠤᠭᠠ᠃
ᠬᠤᠭᠤᠴᠠᠭᠠᠲᠤ ᠴᠡᠷᠢᢉ ᠦᠨ ᠠᠯᠪᠠ ᠬᠠᠭᠠᠭᠴᠢᠳ ᠢ᠋ ᠪᠡᠯᠡᠳᢈᠡᠯ ᠢ᠋ᠶᠡᠷ ᠬᠠᠯᠠᠬᠤ ᠠᠷᠭᠠ ᢈᠡᠮᠵᠢᠶᠡ ᠥᠨᠦᠳᠦᠷ /᠒᠐᠒᠓᠂᠐᠕᠂᠐᠑/ ᠳᠣᠲᠤᠭᠠᠳᠤ ᠶ᠋ᠢᠨ ᠴᠡᠷᠢᢉ ᠦᠨ ᠐᠕ ᠳᠤᠭᠠᠷ ᠠᠩᢉᠢ ᠶ᠋ᠢᠨ ᠪᠠᠶᠢᠷᠢᠯᠠᠯ ᠳ᠋ᠤ ᠶᠣᠰᠤᠯᠠᠯ ᠲᠡᢉᠦᠯᠳᠡᠷ ᠪᠣᠯᠪᠠ᠃
ᠠᠷᠭᠠ ᢈᠡᠮᠵᠢᠶᠡᠨ ᠳ᠋ᠦ ᠳᠣᠲᠤᠭᠠᠳᠤ ᠶ᠋ᠢᠨ ᠴᠡᠷᠢᢉ ᠦᠨ ᠱᠲ᠋ᠠᠪ ᠤ᠋ᠨ ᠳᠠᠷᠤᠭᠠ ᠶ᠋ᠢᠨ ᠵᠥᠪᠯᠡᠯ ᠦ᠋ᠨ ᢉᠡᠰᠢᢉᠦᠳ᠂ ᠴᠠᠭᠳᠠᠭᠠ᠂ ᠳᠣᠲᠤᠭᠠᠳᠤ ᠶ᠋ᠢᠨ ᠴᠡᠷᠢᢉ ᠦᠨ ᠰᠤᠷᠭᠠᠯᠲᠠ ᠶ᠋ᠢᠨ ᠨᠢᢉᠡᠳᠦᢉᠰᠡᠨ ᠲᠥᠪ᠂ ᠨᠡᠶᠢᠰᠯᠡᠯ᠂ ᠳᠡᢉᠦᠷᢉᠡ ᠶ᠋ᠢᠨ ᠴᠡᠷᠢᢉ ᠦᠨ ᠱᠲ᠋ᠠᠪ ᠤ᠋ᠨ ᠲᠥᠯᠦᢉᠡᠯᠡᠯ ᠪᠣᠯᠤᠨ ᠐᠕᠂ ᠘᠐᠕ ᠳᠤᠭᠠᠷ ᠠᠩᢉᠢ ᠶ᠋ᠢᠨ ᠪᠡᠶᠡ ᠪᠦᠷᠢᠯᠳᠦᢈᠦᠨ ᠣᠷᠤᠯᠴᠠᠭᠰᠠᠨ ᠶᠠᠭᠤᠮᠠ᠃
ᠳᠣᠲᠤᠭᠠᠳᠤ ᠶ᠋ᠢᠨ ᠴᠡᠷᠢᢉ ᠦᠨ ᠱᠲ᠋ᠠᠪ ᠤ᠋ᠨ ᠳᠠᠷᠤᠭᠠ᠂ ᠪᠷᠢᠭᠠᠳ᠋ ᠤᠨ ᢉᠧᠨᠧᠷᠠᠯ ᠷ᠃ᠴᠢᠩᢉᠢᠰ ᢈᠡᠯᠡᢉᠰᠡᠨ ᠦᢉᠡᠨ ᠳ᠋ᠦ ᠪᠡᠨ: “ᠡᠵᠡᠨ ᠪᠣᠭᠳᠠ ᠴᠢᠩᢉᠢᠰ ᠬᠠᠭᠠᠨ ᠤ᠋ ᢈᠡᠰᠢᢉᠲᠡᠨ᠂ ᢈᠡᠪᠲᠡᢉᠦᠯ ᠴᠡᠷᠢᢉ ᠡᠴᠡ ᠤᠯᠪᠠᠭᠠ ᠲᠠᠢ ᠑᠐᠑ ᠵᠢᠯ ᠦ᠋ᠨ ᠳᠠᠶᠢᠴᠢᠨ ᠵᠠᠮᠨᠠᠯ ᠲᠡᠦᢈᠡ ᠲᠡᠢ᠂ ᠮᠣᠩᠭᠣᠯ ᠲᠥᠷᠦ ᠶ᠋ᠢᠨ “ᠭᠣᠯᠤᠮᠲᠠ ᠶ᠋ᠢᠨ ᠴᠡᠷᠢᢉ” ᠪᠣᠯᠤᠭᠰᠠᠨ ᠳᠣᠲᠤᠭᠠᠳᠤ ᠶ᠋ᠢᠨ ᠴᠡᠷᠢᢉ ᠦᠨ ᠪᠠᠶᠢᠭᠤᠯᠤᠯᠭᠠ ᠳ᠋ᠤ ᠠᠯᠪᠠ ᠬᠠᠭᠠᠬᠤ ᠴᠢᠩ ᢈᠦᠰᠡᠯ ᠡᠷᠡᠮᠡᠯᠵᠡᠯ ᠳ᠋ᠦ ᠪᠡᠨ ᢈᠥᠲᠦᠯᠦᢉᠳᠡᠨ ᠢᠷᠡᢉᠰᠡᠨ ᠴᠠᠭ ᠬᠤᠭᠤᠴᠠᠭᠠ ᠰᠠᠶᠢᠬᠠᠨ ᠮᠡᠲᠦ ᠰᠠᠨᠠᠭᠳᠠᠵᠤ ᠪᠠᠶᠢᠨᠠ᠃
ᠰᠠᠶ᠋ᠢᠬᠠᠨ ᠯᠠ ᠲᠠ ᠪᠦᢈᠦᠨ ᠠᠪᠤ᠂ ᠡᠵᠢ ᠶ᠋ᠢᠨ ᠡᠷᢈᠡ ᠲᠠᠩᢈᠢᠯ ᢈᠦᠦ ᠪᠠᠶᠢᠭᠰᠠᠨ ᠪᠣᠯ ᠥᠨᠦᠳᠦᠷ ᠪᠡᠶᠡ ᠪᠢᠯᠳᠠᠷ᠂ ᠰᠡᠳᢈᠢᠯ ᠵᠦᠢ ᠶ᠋ᠢᠨ ᠬᠠᠲᠠ ᠰᠠᠭᠤᠭᠰᠠᠨ᠂ ᠨᠢᠳᠦᠨ ᠳ᠋ᠦ ᠨᠢ ᠣᠴᠢ ᢉᠢᠯᠠᠯᠵᠠᠵᠤ᠂ ᠨᠢᠭᠤᠷ ᠲᠤ ᠨᠢ ᠴᠣᠭ ᠵᠣᠯᠪᠤᠭᠠ ᢉᠡᠷᠡᠯᠲᠦᠨ ᠵᠢᠪᠬᠤᠭᠠᠵᠢᠵᠤ᠂ ᠡᢈᠡ ᠣᠷᠤᠨ ᠢ᠋ᠶᠠᠨ ᠤᠯᠠᠮ ᠶᠡᢈᠡ ᠪᠡᠷ ᠬᠠᠶᠢᠷᠠᠯᠠᠬᠤ ᠰᠡᠳᢈᠢᠯ ᠲᠡᢉᠡᢉᠡᠵᠦ ᠵᠣᠭᠰᠤᠭᠠ ᠡᠷᠡᠯᢈᠡᢉ ᠳᠠᠶᠢᠴᠢᠳ ᠪᠣᠯᠤᠭᠰᠠᠨ ᠢ᠋ ᠬᠠᠷᠠᠬᠤ ᠳ᠋ᠤ ᠲᠠᠭᠠᠲᠠᠢ ᠪᠠᠶᠢᠨᠠ᠃
“ᠪᠠᠶᠢᠯᠳᠤᠭᠴᠢ ᠶ᠋ᠢᠨ ᠬᠠᠯᠠᠭᠠᠰᠤᠨ ᠳ᠋ᠤ ᢉᠧᠨᠧᠷᠠᠯ ᠤ᠋ᠨ ᠮᠥᠷᠳᠡᠰ ᠪᠤᠢ” ᢉᠡᠵᠦ ᠦᢉᠡ ᠪᠠᠶᠢᠳᠠᠭ᠃ ᠴᠠᠭᠳᠠᠭᠠ᠂ ᠳᠣᠲᠤᠭᠠᠳᠤ ᠶ᠋ᠢᠨ ᠴᠡᠷᠢᢉ ᠦᠨ ᠪᠠᠶᠢᠭᠤᠯᠤᠯᠭᠠ ᠳ᠋ᠤ ᢈᠦᠨᠳᠦ ᠲᠡᠢ ᠪᠥᢉᠡᠳ ᠬᠠᠷᠢᠭᠤᠴᠠᠯᠭᠠᠲᠠᠢ ᠠᠯᠪᠠᠨ ᠳ᠋ᠤ ᠰᠢᠨᠡ ᠪᠡᠷ ᠲᠣᠮᠢᠯᠠᠭᠳᠠᠵᠤ ᠪᠠᠶᠢᠭᠠ ᠠᠯᠪᠠ ᠬᠠᠭᠠᠭᠴᠢ ᠲᠠ ᠪᠦᢈᠦᠨ ᠳ᠋ᠦ ᠪᠡᠨ ᠪᠠᠶᠠᠷ ᢈᠦᠷᢉᠡᠵᠦ᠂ ᠠᠵᠢᠯ ᠤ᠋ᠨ ᠥᠨᠳᠦᠷ ᠠᠮᠵᠢᠯᠲᠠ ᢈᠦᠰᠡᠶᠡ᠃
ᠡᢈᠡ ᠣᠷᠤᠨ ᢉᠡᢈᠦ ᠭᠠᠭᠴᠠᠬᠠᠨ ᠲᠠᠩᠭᠠᠷᠢᠭ ᠲᠠᠢ ᠡᠷᠡ ᠴᠡᠷᠢᢉ ᠦᠨ ᠠᠯᠪᠠᠨ ᠳ᠋ᠤ ᠰᠢᠮᠳᠠᠨ ᠪᠣᠯᠪᠠᠰᠤᠷᠠᠵᠤ᠂ ᠮᠣᠩᠭᠣᠯ ᠤᠯᠤᠰ ᠤ᠋ᠨ ᠢ᠋ᠶᠠᠨ ᠦᠨᠳᠦᠰᠦᠨ ᠦ᠋ ᠠᠶᠤᠯ ᠦ᠋ᢉᠡᠢ ᠪᠠᠶᠢᠳᠠᠯ ᠢ᠋ ᠬᠠᠩᠭᠠᠬᠤ᠂ ᠡᢈᠡ ᠣᠷᠤᠨ ᠢ᠋ᠶᠠᠨ ᠪᠠᠲᠤᠯᠠᠨ ᠬᠠᠮᠠᠭᠠᠯᠠᠬᠤ ᠪᠣᠯᠤᠨ ᠤᠯᠤᠰ ᠤ᠋ᠨ ᠣᠨᠴᠠ ᠴᠢᠬᠤᠯᠠ ᠣᠪᠶᠧᠻᠲ ᠢ᠋ ᠬᠠᠮᠠᠭᠠᠯᠠᠬᠤ ᢈᠦᠨᠳᠦ ᠲᠡᠢ ᠪᠥᢉᠡᠳ ᠠᠮᠠᠷ ᠦ᠋ᢉᠡᠢ ᠡᢉᠦᠷᢉᠡ ᠶ᠋ᠢ ᠨᠡᠷᠡ ᠲᠥᠷᠦ ᠲᠡᠢ ᢉᠦᠢᠴᠡᠳᢈᠡᢉᠰᠡᠨ ᠡᠷᢈᠢᠮ ᠳᠠᠶᠢᠴᠢᠳ ᠲᠠ ᠪᠦᢈᠦᠨ ᠢ᠋ᠶᠡᠷ ᠨᠤᠲᠤᠭ ᠤᠰᠤ᠂ ᠠᠪᠤ᠂ ᠡᠵᠢ᠂ ᠠᠬᠠᠨ ᠳᠡᢉᠦᠰ ᠲᠠᠨᠢ ᠪᠠᠬᠠᠷᠬᠠᠵᠤ᠂ ᢈᠦᠨᠳᠦᠳᢈᠡᠯᠲᠡᠢ ᠪᠡᠷ ᠤᠭᠲᠤᠨ ᠠᠪᠤᠨᠠ ᢉᠡᠳᠡᢉ ᠲᠦ ᠡᠷᠡᢉᠡᠯᠵᠡᢈᠦ ᠦ᠋ᢉᠡᠢ ᠪᠠᠶᠢᠨᠠ᠃” ᢉᠡᠳᠡᢉ ᠢ ᠣᠨᠴᠠᠯᠠᠯᠤᠭᠠ᠃
ᠮᠥᠨ ᠡᠨᠡ ᠦᠶᠡ ᠪᠡᠷ “ᠰᠦᠯᠳᠡ” ᠴᠢᠭᠤᠯᠭᠠ ᠶ᠋ᠢᠨ ᠤᠷᠠᠨ ᠪᠦᠲᠦᢉᠡᠯᠴᠢᠳ ᠤᠷᠠᠯᠢᠭ ᠤ᠋ᠨ ᢈᠡᠰᠡᢉᠴᠢᠯᠡᢉᠰᠡᠨ ᠲᠣᠭᠯᠠᠯᠲᠠ ᠦᠵᠡᢉᠦᠯᠵᠦ᠂ ᠰᠣᠨᠢᠷᠬᠠᠭᠤᠯᠪᠠ᠃
ᠡᠷᢈᠢᠮ ᠳᠠᠶᠢᠴᠢᠳ ᠲᠠ ᠪᠦᢉᠦᠳᠡ ᠶ᠋ᠢᠨ ᠡᠷᠡᠯᢈᠡᢉ ᠵᠣᠷᠢᠭ᠂ ᠴᠣᠭ ᢈᠡᠶᠢᠮᠣᠷᠢ᠂ ᠦᠢᠯᠡᠰ ᠪᠦᢈᠦᠨ ᠨᠢ ᠦᠷᢉᠦᠯᠵᠢ ᠳᠡᠯᢉᠡᠷᠡᠵᠦ ᠶᠠᠪᠤᠬᠤ ᠪᠣᠯᠲᠤᠭᠠᠢ!