"ТҮР ХАМГААЛАХ БАЙР"-НЫ БАРИЛГЫН ШАВ ТАВИХ ЁСЛОЛЫН АРГА ХЭМЖЭЭ БОЛЛОО
Хууль зүй, дотоод хэргийн яам, Нийслэлийн Иргэдийн Төлөөлөгчдийн хурал, Гэмт хэргээс урьдчилан сэргийлэх ажлыг зохицуулах салбар зөвлөл, Нийслэлийн Засаг даргын дэмжлэгтэй, Азийн хөгжлийн банкны санхүүжилттэй гэр бүлийн хүчирхийллийн хохирогчийн аюулгүй байдлыг хангах, тусламж үйлчилгээ үзүүлэх "Түр хамгаалах байр"-ны барилгын шав тавих ёслолын арга хэмжээ өнөөдөр /2023.04.10/ боллоо.
Олон Улсын жишиг стандарт, Монгол Улсын MNS60:40 2019 стандартыг хангасан шинэ Түр хамгаалах байр нь гэр бүлийн хүчирхийллийн хохирогч иргэдийг нас, хүйс, хөгжлийн бэрхшээл, өндөр настан харгалзахгүй хүлээн авч үйлчлэх хүчин чадалтай ба сэтгэл зүйн, эрүүл мэндийн үйлчилгээ, бүлгийн болон ганцаарчилсан зөвлөгөө өгөх, амьдрах ухааны дадлага, сургалтын танхим, номын сан, чөлөөт цаг өнгөрүүлэх болон хүүхдийн тоглоомын өрөө, ахмад настан, хөгжлийн бэрхшээлтэй иргэдэд тусгайлан зориулсан өрөө тасалгаатай бөгөөд Монгол Улсын хэмжээнд шинэ загвар болохуйц барилгын тохижилттой юм.
Шав тавих ёслолын арга хэмжээнд Хууль зүй, дотоод хэргийн яамны Гэмт хэргээс урьдчилан сэргийлэх ажлыг зохицуулах Зөвлөлийн Ажлын албаны дарга Л.Нямгэрэл, Нийслэлийн Иргэдийн Төлөөлөгчдийн хурлын дарга бөгөөд Гэмт хэргээс урьдчилан сэргийлэх ажлыг зохицуулах салбар Зөвлөлийн дарга Ж.Батбаясгалан, Цагдаагийн ерөнхий газрын Дэд бөгөөд Нийслэлийн цагдаагийн удирдах газрын дарга, цагдаагийн хурандаа О.Ганбат болон бусад албаны төлөөлөгчид оролцлоо.
"ᠲᠦᠷ ᠬᠠᠮᠠᠭᠠᠯᠠᠬᠤ ᠪᠠᠶᠢᠷᠢ"᠆ ᠶᠢᠨ ᠪᠠᠷᠢᠯᠭᠠ ᠶ᠋ᠢᠨ ᠰᠢᠪᠠ ᠲᠠᠯᠪᠢᠬᠤ ᠶᠣᠰᠤᠯᠠᠯ ᠤ᠋ᠨ ᠠᠷᠭᠠ ᢈᠡᠮᠵᠢᠶᠡ ᠪᠣᠯᠤᠯᠤᠭ ᠠ᠋
ᠬᠠᠤᠯᠢ ᠵᠦᠢ᠂ ᠳᠣᠲᠤᠭᠠᠳᠤ ᢈᠡᠷᠡᢉ ᠦᠨ ᠶᠠᠮᠤ᠂ ᠨᠡᠶᠢᠰᠯᠡᠯ ᠦ᠋ᠨ ᠢᠷᢉᠡᠳ ᠦ᠋ᠨ ᠲᠥᠯᠦᢉᠡᠯᠡᢉᠴᠢᠳ ᠦ᠋ᠨ ᠬᠤᠷᠠᠯ᠂ ᢉᠡᠮᠲᠦ ᢈᠡᠷᠡᢉ ᠡᠴᠡ ᠤᠷᠢᠳᠴᠢᠯᠠᠨ ᠰᠡᠷᢉᠡᠶᠢᠯᠡᢈᠦ ᠠᠵᠢᠯ ᠢ᠋ ᠵᠣᢈᠢᠴᠠᠭᠤᠯᠬᠤ ᠰᠠᠯᠪᠤᠷᠢ ᠵᠥᠪᠯᠡᠯ᠂ ᠨᠡᠶᠢᠰᠯᠡᠯ ᠦ᠋ᠨ ᠵᠠᠰᠠᠭ ᠳᠠᠷᠤᠭᠠ ᠶ᠋ᠢᠨ ᠳᠡᠮᠵᠢᠯᢉᠡ ᠲᠡᠢ᠂ ᠠᠽᠢ ᠶ᠋ᠢᠨ ᢈᠥᢉᠵᠢᠯ ᠦ᠋ᠨ ᠪᠠᠩᠻᠢ ᠶ᠋ᠢᠨ ᠰᠠᠩᢈᠦᠵᠢᠯᠲᠡ ᠲᠡᠢ ᢉᠡᠷ ᠪᠦᠯᠢ ᠶ᠋ᠢᠨ ᢈᠦᠴᠦᠷᢈᠡᠶᠢᠯᠡᠯ ᠦ᠋ᠨ ᠬᠣᢈᠢᠷᠠᠭᠴᠢ ᠶ᠋ᠢᠨ ᠠᠶᠤᠯ ᠦ᠋ᢉᠡᠢ ᠪᠠᠶᠢᠳᠠᠯ ᠢ᠋ ᠬᠠᠩᠭᠠᠬᠤ᠂ ᠲᠤᠰᠠᠯᠠᠮᠵᠢ ᠦᠶᠢᠯᠡᠴᠢᠯᠡᢉᠡ ᠦᠵᠡᢉᠦᠯᢈᠦ "ᠲᠦᠷ ᠬᠠᠮᠠᠭᠠᠯᠠᠬᠤ ᠪᠠᠶᠢᠷᠢ"ᠣᠨ ᠤ᠋ ᠪᠠᠷᠢᠯᠭᠠ ᠶ᠋ᠢᠨ ᠰᠢᠪᠠ ᠲᠠᠯᠪᠢᠬᠤ ᠶᠣᠰᠤᠯᠠᠯ ᠤ᠋ᠨ ᠠᠷᠭᠠ ᢈᠡᠮᠵᠢᠶᠡ ᠥᠨᠦᠳᠦᠷ /᠒᠐᠒᠓᠂᠐᠔᠂᠑᠐/ ᠪᠣᠯᠤᠯᠤᠭᠠ᠃
ᠣᠯᠠᠨ ᠤᠯᠤᠰ ᠤ᠋ᠨ ᠵᠢᠱᠢᢉ ᠰᠲ᠋ᠠᠨᠳ᠋ᠠᠷᠲ᠂ ᠮᠣᠩᠭᠤᠯ ᠤᠯᠤᠰ ᠤ᠋ᠨ MNS᠖᠐:᠔᠐ ᠒᠐᠑᠙ ᠰᠲ᠋ᠠᠨ᠋ᠳ᠋ᠠᠷᠲ ᠢ᠋ ᠬᠠᠩᠭᠠᠭᠰᠠᠨ ᠰᠢᠨᠡ ᠲᠦᠷ ᠬᠠᠮᠠᠭᠠᠯᠠᠬᠤ ᠪᠠᠶᠢᠷᠢ ᠨᠢ ᢉᠡᠷ ᠪᠦᠯᠢ ᠶ᠋ᠢᠨ ᢈᠦᠴᠦᠷᢈᠡᠶᠢᠯᠡᠯ ᠦ᠋ᠨ ᠬᠣᢈᠢᠷᠠᠭᠴᠢ ᠢᠷᢉᠡᠳ ᠢ᠋ ᠨᠠᠰᠤ᠂ ᢈᠦᠶᠢᠰᠦ᠂ ᢈᠥᢉᠵᠢᠯ ᠦ᠋ᠨ ᠪᠡᠷᢈᠡᠰᠢᠶᠡᠯ᠂ ᠥᠨᠳᠦᠷ ᠨᠠᠰᠤᠲᠠᠨ ᠬᠠᠷᠠᠭᠠᠯᠵᠠᠬᠤ ᠦ᠋ᢉᠡᠢ ᢈᠦᠯᠢᠶᠡᠨ ᠠᠪᠴᠤ ᠦᠶᠢᠯᠡᠴᠢᠯᠡᢈᠦ ᢈᠦᠴᠦᠨ ᠴᠢᠳᠠᠯ ᠲᠠᠢ ᠪᠠ ᠰᠡᠳᢈᠢᠯ ᠵᠦᠢ ᠶ᠋ᠢᠨ᠂ ᠡᠷᠡᢉᠦᠯ ᠮᠡᠨᠳᠦ ᠶ᠋ᠢᠨ ᠦᠢᠯᠡᠴᠢᠯᠡᢉᠡ᠂ ᠪᠦᠯᠦᢉ ᠦᠨ ᠪᠣᠯᠤᠨ ᠭᠠᠭᠴᠠᠭᠠᠷᠴᠢᠯᠠᠭᠰᠠᠨ ᠵᠥᠪᠯᠡᢉᠡ ᠥᢉᢈᠦ᠂ ᠠᠮᠢᠳᠤᠷᠠᠬᠤ ᠤᠬᠠᠭᠠᠨ ᠤ᠋ ᠳᠠᠳᠤᠯᠭᠠ᠂ ᠰᠤᠷᠭᠠᠯᠲᠠ ᠶ᠋ᠢᠨ ᠲᠠᠩᢈᠢᠮ᠂ ᠨᠣᠮ ᠤ᠋ᠨ ᠰᠠᠩ᠂ ᠴᠢᠯᠦᢉᠡᠲᠦ ᠴᠠᠭ ᠥᠩᢉᠡᠷᠡᢉᠦᠯᢈᠦ ᠪᠣᠯᠤᠨ ᢈᠡᠦᢈᠡᠳ ᠦ᠋ᠨ ᠲᠣᠭᠯᠠᠭᠠᠮ ᠤ᠋ᠨ ᠥᠷᠦᢉᠡ᠂ ᠠᠬᠠᠮᠠᠳ ᠨᠠᠰᠤᠲᠠᠨ᠂ ᢈᠥᢉᠵᠢᠯ ᠦ᠋ᠨ ᠪᠡᠷᢈᠡᠰᠢᠶᠡᠯ ᠲᠡᠢ ᠢᠷᢉᠡᠳ ᠲᠦ ᠲᠤᠰᠬᠠᠶᠢᠯᠠᠨ ᠵᠣᠷᠢᠭᠤᠯᠤᠭᠰᠠᠨ ᠥᠷᠦᢉᠡ᠂ ᠲᠠᠰᠤᠯᠭᠠ ᠲᠠᠢ ᠪᠥᢉᠡᠳ ᠮᠣᠩᠭᠣᠯ ᠤᠯᠤᠰ ᠤ᠋ᠨ ᢈᠡᠮᠵᠢᠶ ᠡᠨ ᠳ᠋ᠦ ᠰᠢᠨᠡ ᠵᠠᠭᠪᠤᠷ ᠪᠣᠯᠬᠤᠶᠢᠴᠠ ᠪᠠᠷᠢᠯᠭᠠ ᠶ᠋ᠢᠨ ᠲᠣᢈᠢᠵᠢᠯᠲᠠ ᠲᠠᠢ ᠶᠠᠭᠤᠮᠠ᠃
ᠰᠢᠪᠠ ᠲᠠᠯᠪᠢᠬᠤ ᠶᠣᠰᠤᠯᠠᠯ ᠤ᠋ᠨ ᠠᠷᠭᠠ ᢈᠡᠮᠵᠢᠶᠡᠨ ᠳ᠋ᠦ ᠬᠠᠤᠯᠢ ᠵᠦᠢ᠂ ᠳᠣᠲᠤᠭᠠᠳᠤ ᢈᠡᠷᠡᢉ ᠦᠨ ᠶᠠᠮᠤᠨ ᠤ᠋ ᢉᠡᠮᠲᠦ ᢈᠡᠷᠡᢉ ᠡᠴᠡ ᠤᠷᠢᠳᠴᠢᠯᠠᠨ ᠰᠡᠷᢉᠡᠶᠢᠯᠡᢈᠦ ᠠᠵᠢᠯ ᠢ᠋ ᠵᠣᢈᠢᠴᠠᠭᠤᠯᠬᠤ ᠵᠥᠪᠯᠡᠯ ᠦ᠋ᠨ ᠠᠵᠢᠯ ᠤ᠋ᠨ ᠠᠯᠪᠠᠨ ᠤ᠋ ᠳᠠᠷᠤᠭᠠ ᠯᠠ᠃ᠨᠢᠮᠠᢉᠡᠷᠡᠯ᠂ ᠨᠡᠶᠢᠰᠯᠡᠯ ᠦ᠋ᠨ ᠢᠷᢉᠡᠳ ᠦ᠋ᠨ ᠲᠥᠯᠦᢉᠡᠯᠡᢉᠴᠢᠳ ᠦ᠋ᠨ ᠬᠤᠷᠠᠯ ᠤ᠋ᠨ ᠳᠠᠷᠤᠭᠠ ᠪᠥᢉᠡᠳ ᢉᠡᠮᠲᠦ ᢈᠡᠷᠡᢉ ᠡᠴᠡ ᠤᠷᠢᠳᠴᠢᠯᠠᠨ ᠰᠡᠷᢉᠡᠶᠢᠯᠡᢈᠦ ᠠᠵᠢᠯ ᠢ᠋ ᠵᠣᢈᠢᠴᠠᠭᠤᠯᠬᠤ ᠰᠠᠯᠪᠤᠷᠢ ᠵᠥᠪᠯᠡᠯ ᠦ᠋ᠨ ᠳᠠᠷᠤᠭᠠ ᠵᠤ᠃ᠪᠠᠲᠤᠪᠠᠶᠠᠰᠬᠤᠯᠠᠩ᠂ ᠴᠠᠭᠳᠠᠭᠠ ᠶ᠋ᠢᠨ ᠶᠡᠷᠦᠩᢈᠡᠢ ᠭᠠᠵᠠᠷ ᠤ᠋ᠨ ᠳᠡᠳ᠋ ᠪᠥᢉᠡᠳ ᠨᠡᠶᠢᠰᠯᠡᠯ ᠦ᠋ᠨ ᠴᠠᠭᠳᠠᠭᠠ ᠶ᠋ᠢᠨ ᠤᠳᠤᠷᠢᠳᠬᠤ ᠭᠠᠵᠠᠷ ᠤ᠋ᠨ ᠳᠠᠷᠤᠭᠠ᠂ ᠴᠠᠭᠳᠠᠭᠠ ᠶ᠋ᠢᠨ ᠬᠤᠷᠠᠩᠳᠠ ᠣ᠃ᠭᠠᠩᠪᠠᠲᠤ ᠪᠣᠯᠤᠨ ᠪᠤᠰᠤᠳ ᠠᠯᠪᠠᠨ ᠤ᠋ ᠲᠥᠯᠦᢉᠡᠯᠡᢉᠴᠢᠳ ᠣᠷᠤᠯᠴᠠᠯᠠ᠃